You are on page 1of 4

ᠶᠠᠳᠠᠭᠤ ᠡᠷ᠎ᠡ ᠬᠠᠭᠠᠨ ᠬᠣᠶᠠᠷ

ᠨᠢᠭᠡᠨ ᠬᠠᠭᠠᠨ ᠪᠠᠶᠢᠴᠠᠢ᠃ ᠲᠡᠷᠡ ᠬᠠᠭᠠᠨ ᠦᠯᠢᠭᠡᠷ ᠰᠤᠨᠤᠰᠬᠤ ᠲᠤᠩ ᠳᠤᠷᠠᠲᠠᠢ ᠶᠤᠮᠰᠠᠨᠵᠡᠢ᠃ ᠳᠠᠩᠳᠠ ᠰᠢᠨ᠎ᠡ᠂ ᠰᠣᠨᠢᠨ ᠦᠯᠢᠭᠡᠷ ᠰᠤᠨᠤᠰᠬᠤ ᠭᠡᠳᠡᠭ ᠪᠠᠶᠢᠵᠤ᠃ ᠣᠷᠳᠣᠨ ᠤ
ᠦᠯᠢᠭᠡᠷᠴᠢ ᠳᠦ ᠮᠡᠳᠡᠬᠦ ᠪᠦᠬᠦ ᠦᠯᠢᠭᠡᠷ ᠢᠶᠡᠨ ᠶᠠᠷᠢᠴᠢᠬᠠᠭᠰᠠᠨ ᠲᠤᠯᠠ ᠬᠠᠭᠠᠨ ᠤ ᠰᠡᠳᠬᠢᠯ ᠢ ᠬᠠᠩᠭᠠᠵᠤ ᠴᠢᠳᠠᠬᠤ ᠪᠠᠨ ᠪᠠᠶᠢᠪᠠ ᠭᠡᠨ᠎ᠡ᠃ ᠬᠠᠭᠠᠨ᠄
-ᠮᠢᠨᠦ ᠮᠡᠳᠡᠬᠦ ᠦᠭᠡᠢ ᠦᠯᠢᠭᠡᠷ ᠶᠠᠷᠢᠭᠰᠠᠨ ᠬᠦᠮᠦᠨ ᠢ ᠥᠬᠢᠨ ᠲᠠᠢ ᠪᠠᠨ ᠰᠠᠭᠤᠯᠠᠭᠠᠨᠠ᠂ ᠬᠠᠭᠠᠨ ᠳᠤ ᠤᠯᠤᠰ ᠤᠨ ᠢᠶᠠᠨ ᠬᠠᠭᠠᠰ ᠢ ᠥᠭᠭᠦᠨ᠎ᠡ! ᠭᠡᠵᠦ ᠵᠠᠷ ᠲᠠᠷᠠᠭᠠᠬᠤ ᠵᠠᠷᠯᠢᠭ
ᠪᠠᠭᠤᠯᠭᠠᠵᠠᠢ᠃
ᠦᠯᠢᠭᠡᠷ ᠶᠠᠷᠢᠬᠤ ᠶᠢ ᠬᠦᠰᠡᠭᠰᠡᠨ ᠣᠯᠠᠨ ᠬᠦᠮᠦᠨ ᠭᠠᠷᠴᠤ ᠢᠷᠡᠵᠡᠢ᠃ ᠲᠠᠶᠢᠵᠢ ᠨᠣᠶᠠᠳ᠂ ᠭᠧᠨᠧᠷᠠᠯ᠂ ᠬᠤᠳᠠᠯᠳᠤᠭᠠᠴᠢᠨ ᠭᠡᠳ᠂ ᠭᠡᠬᠦ ᠳᠦ ᠪᠡᠨ ᠨᠢᠭᠡ ᠨᠢ ᠴᠤ ᠠᠮᠵᠢᠯᠲᠠ
ᠣᠯᠤᠭᠰᠠᠨ ᠦᠭᠡᠢ᠃ ᠨᠢᠭᠡ ᠦᠯᠢᠭᠡᠷ ᠶᠠᠷᠢᠵᠤ ᠡᠬᠢᠯᠡᠮᠡᠭᠴᠡ ᠬᠠᠭᠠᠨ᠄
-ᠮᠡᠳᠡᠨ᠎ᠡ᠂ ᠮᠡᠳᠡᠨ᠎ᠡ᠃ ᠡᠨᠡ ᠦᠯᠢᠭᠡᠷ ᠢ ᠰᠣᠨᠣᠰᠤᠭᠰᠠᠨ! ᠭᠡᠵᠦ ᠵᠠᠩᠳᠤᠷᠤᠨ᠎ᠠ᠃ ᠲᠡᠭᠡᠭᠡᠳ ᠯᠠ ᠦᠯᠢᠭᠡᠷᠴᠢ ᠶᠢ ᠬᠡᠭᠡᠴᠢᠬᠡᠳᠡᠭ ᠪᠠᠶᠢᠴᠠᠢ᠃ᠲᠡᠷᠡ ᠤᠯᠤᠰ ᠲᠤ ᠨᠢᠭᠡᠨ ᠶᠠᠳᠠᠭᠤ
ᠡᠷ᠎ᠡ ᠵᠣᠪᠠᠵᠤ ᠵᠦᠳᠡᠷᠡᠨ ᠠᠮᠢᠳᠤᠷᠠᠳᠠᠭ ᠪᠠᠶᠢᠵᠤ ᠭᠡᠨ᠎ᠡ᠃ ᠤᠷᠤᠬᠤ ᠣᠷᠣᠨ ᠦᠭᠡᠢ᠂ ᠣᠭᠣᠴᠢᠬᠤ ᠠᠶᠠᠭ᠎ᠠ ᠦᠭᠡᠢ ᠶᠠᠳᠠᠭᠤ ᠡᠷ᠎ᠡ ᠭᠡᠨ᠎ᠡ᠃ ᠬᠠᠮᠢᠭ᠎ᠠ ᠴᠤ ᠬᠠᠮᠢᠶ᠎ᠠ ᠦᠭᠡᠢ
ᠬᠣᠨᠣᠵᠤ᠂ ᠶᠠᠭᠤ ᠴᠤ ᠣᠯᠳᠠᠭᠰᠠᠨ ᠢᠳᠡᠵᠦ ᠤᠤᠭᠤᠭᠠᠳ ᠡᠳᠦᠷ ᠬᠣᠨᠣᠭ ᠥᠩᠭᠡᠷᠡᠭᠡᠳᠡᠭ ᠶᠤᠮᠰᠠᠨᠵᠡᠢ᠃ ᠥᠯᠥ ᠵᠠᠯᠭᠠᠬᠤ ᠴᠠᠭ ᠴᠤ ᠪᠠᠶᠢᠵᠤ᠂ ᠥᠯᠥᠰᠬᠦᠯᠡᠩ ᠰᠠᠭᠤᠬᠤ ᠡᠳᠦᠷ
ᠴᠤ ᠪᠠᠶᠢᠵᠤ᠃ ᠨᠢᠭᠡ ᠤᠳᠠᠭ᠎ᠠ ᠶᠠᠳᠠᠭᠤ ᠡᠷ᠎ᠡ ᠠᠶᠠᠭ᠎ᠠ ᠳᠠᠷᠠᠰᠤ ᠤᠤᠭᠤᠵᠤ ᠳᠤᠯᠠᠭᠠᠴᠠᠬᠤ ᠪᠠᠷ ᠠᠷᠢᠬᠢᠨ ᠤ ᠮᠤᠬᠤᠯᠠᠭ ᠲᠤ ᠣᠷᠣᠵᠠᠢ᠃ ᠮᠤᠬᠤᠯᠠᠭ ᠤᠨ ᠠᠪᠤᠭᠠᠢ ᠲᠡᠭᠦᠨ ᠢ
ᠱᠣᠣᠯᠠᠨ ᠢᠨᠢᠶᠡᠵᠦ᠄
-ᠶᠠᠭᠠᠬᠢᠭᠠᠳ ᠬᠠᠭᠠᠨ ᠳᠤ ᠣᠴᠢᠵᠤ ᠦᠯᠢᠭᠡᠷ ᠶᠠᠷᠢᠬᠤ ᠦᠭᠡᠢ ᠪᠠᠶᠢᠭ᠎ᠠ ᠶᠤᠮ ᠪᠤᠢ? ᠭᠦᠨᠵᠡ ᠨᠢᠳᠦ ᠪᠡᠨ ᠪᠦᠯᠲᠡᠷᠡᠲᠡᠯ᠎ᠡ ᠬᠠᠷᠠᠭᠤᠯᠳᠠᠭᠠᠳ ᠴᠢᠮᠠᠢ ᠲᠡᠰᠦᠨ ᠶᠠᠳᠠᠨ ᠬᠦᠯᠢᠶᠡᠵᠦ
ᠰᠠᠭᠤᠭ᠎ᠠ ᠳ᠋ᠠ ᠭᠡᠵᠦ ᠳᠠᠮᠰᠢᠭᠯᠠᠵᠠᠢ᠃
ᠶᠠᠳᠠᠭᠤ ᠡᠷ᠎ᠡ ᠳᠣᠭᠣᠭᠢᠯᠠᠨ ᠢᠨᠢᠶᠡᠬᠦ ᠶᠢ ᠨᠢ ᠰᠣᠨᠣᠰᠤᠩᠭᠠᠨ «ᠶᠡᠷᠦ ᠨᠢ ᠣᠴᠢᠭᠠᠳ ᠠᠵᠠ ᠪᠠᠨ ᠦᠵᠡᠪᠡᠯ ᠶᠠᠰᠤᠨ ᠶᠤᠮ ᠪᠤᠢ? ᠬᠠᠭᠠᠨ ᠤ ᠬᠦᠷᠭᠡᠨ ᠪᠣᠯᠬᠤ ᠦᠭᠡᠢ ᠴᠤ ᠬᠣᠶᠠᠷ
ᠭᠤᠷᠪᠠᠨ ᠡᠳᠦᠷ ᠬᠣᠭᠣᠯᠠ ᠲᠠᠢ ᠥᠨᠵᠢᠶ᠎ᠡ» ᠭᠡᠵᠦ ᠪᠣᠳᠣᠵᠠᠢ᠃
ᠶᠠᠳᠠᠭᠤ ᠡᠷ᠎ᠡ ᠣᠷᠳᠣᠨ ᠳᠤ ᠢᠷᠡᠬᠦ ᠳᠦ ᠬᠠᠭᠠᠨ᠄
-ᠵᠠ᠂ ᠶᠠᠮᠠᠷ ᠬᠡᠷᠡᠭ ᠢᠶᠡᠷ ᠢᠷᠡᠪᠡ?
-ᠶᠡᠬᠡ ᠡᠵᠡᠨᠲᠡᠨ ᠮᠢᠨᠢ᠂ ᠲᠠᠩᠳᠠ ᠦᠯᠢᠭᠡᠷ ᠶᠠᠷᠢᠬᠤ ᠪᠠᠷ ᠢᠷᠡᠯ᠎ᠡ᠃ ᠭᠠᠭᠴᠠᠬᠦ ᠡᠬᠢᠯᠡᠭᠡᠳ ᠨᠠᠮᠠᠢ ᠬᠣᠭᠣᠯᠠᠯᠠᠵᠤ ᠤᠮᠳᠠᠯᠠᠭᠠᠴᠢ ᠭᠡᠵᠡᠢ᠃
ᠬᠠᠭᠠᠨ ᠲᠡᠭᠦᠨ ᠢ ᠰᠢᠷᠪᠢᠨ ᠬᠠᠷᠠᠭᠠᠳ ᠢᠨᠢᠶᠡᠪᠬᠢᠯᠡᠨ «ᠡᠨᠡ ᠪᠠᠰᠠ ᠭᠦᠨᠵᠡ ᠶᠢᠨ ᠨᠥᠬᠥᠷ ᠪᠣᠯᠬᠤ ᠰᠠᠨᠠᠭ᠎ᠠ ᠲᠠᠢ᠂ ᠡ ᠬᠥᠭᠡᠷᠦᠬᠦᠢ ᠭᠡᠵᠦ! ᠳᠠᠯᠠᠨ ᠨᠥᠬᠥᠭᠡᠰᠦ ᠪᠣᠯᠤᠭᠰᠠᠨ
ᠴᠠᠮᠴᠠ ᠲᠠᠢ᠂ ᠳᠠᠩ ᠤᠶᠠᠭ᠎ᠠ ᠪᠠᠷ ᠲᠣᠭᠲᠠᠭᠠᠭᠰᠠᠨ ᠳᠡᠷᠡᠰᠦᠨ ᠱᠠᠬᠠᠢ ᠲᠠᠢ ᠪᠠᠶᠢᠵᠤ» ᠭᠡᠵᠦ ᠪᠣᠳᠣᠵᠠᠢ᠃ᠭᠡᠬᠦ ᠳᠦ ᠪᠡᠨ ᠲᠠᠲᠠᠭᠠᠯᠵᠠᠭᠰᠠᠨ ᠦᠭᠡᠢ᠃

ᠶᠠᠳᠠᠭᠤ ᠡᠷ᠎ᠡ ᠬᠣᠭᠣᠯᠠ ᠢᠳᠡᠵᠦ ᠴᠠᠢ ᠤᠭᠤᠴᠠᠢ᠃ ᠬᠠᠭᠠᠨ ᠰᠢᠳᠠᠷ ᠨᠣᠶᠠᠳ᠂ ᠦᠨᠡᠨᠴᠢ ᠵᠥᠪᠯᠡᠭᠴᠢ ᠨᠠᠷᠠ ᠪᠠᠨ ᠲᠣᠭᠣᠷᠢᠭᠤᠯᠤᠨ ᠰᠠᠭᠤᠵᠤ᠄
-ᠵᠠ᠂ ᠦᠯᠢᠭᠡᠷ ᠢᠶᠡᠨ ᠶᠠᠷᠢ! ᠭᠡᠵᠦ ᠲᠤᠰᠢᠶᠠᠪᠠ᠃
-ᠨᠠᠰᠤᠨ ᠥᠭᠡᠳᠡ ᠪᠣᠯᠤᠭᠰᠠᠨ ᠡᠴᠢᠭᠡ ᠮᠢᠨᠢ ᠤᠯᠤᠰ ᠤᠨ ᠬᠠᠮᠤᠭ ᠤᠨ ᠪᠠᠶᠠᠨ ᠬᠦᠮᠦᠨ ᠪᠠᠶᠢᠭᠰᠠᠨ ᠶᠤᠮ᠃ ᠥᠨᠳᠥᠷ ᠰᠠᠶᠢᠬᠠᠨ ᠪᠠᠶᠢᠰᠢᠩ ᠪᠠᠷᠢᠭᠤᠯᠵᠠᠢ᠃ ᠲᠡᠷᠡ ᠪᠠᠶᠢᠰᠢᠩ ᠤᠨ
ᠳᠡᠭᠡᠪᠦᠷ ᠳᠡᠭᠡᠭᠦᠷ ᠲᠠᠭᠲᠠᠭ᠎ᠠ ᠭᠦᠶᠦᠯᠳᠦᠵᠦ ᠲᠩᠷᠢ ᠶᠢᠨ ᠣᠳᠣ ᠶᠢ ᠲᠣᠩᠰᠢᠨ ᠪᠠᠶᠢᠳᠠᠭ ᠪᠠᠶᠢᠭᠰᠠᠨ ᠶᠤᠮ᠃ ᠡᠶᠢᠮᠦ ᠯᠠ ᠥᠨᠳᠥᠷ ᠪᠠᠶᠢᠰᠢᠩ ᠪᠠᠶᠢᠭᠰᠠᠨ ᠶᠤᠮ ᠳ᠋ᠠ! ᠬᠠᠰᠢᠶ᠎ᠠ
ᠮᠠᠨᠢ ᠠᠰᠤᠷᠤ ᠲᠣᠮᠣ ᠴᠡᠯᠡᠭᠡᠷ᠃ ᠲᠠᠭᠲᠠᠭ᠎ᠠ ᠰᠢᠪᠠᠭᠤ ᠵᠤᠨ ᠤ ᠡᠳᠦᠷ ᠨᠢᠭᠡ ᠥᠨᠴᠥᠭ ᠡᠴᠡ ᠨᠢ ᠨᠥᠭᠥᠭᠡ ᠥᠨᠴᠥᠭ ᠲᠦ ᠨᠢ ᠨᠢᠰᠦᠨ ᠬᠦᠷᠴᠦ ᠴᠢᠳᠠᠳᠠᠭ ᠦᠭᠡᠢ ᠪᠠᠶᠢᠭᠰᠠᠨ
ᠶᠤᠮ ᠳ᠋ᠠ᠃
ᠬᠠᠭᠠᠨ ᠳᠤᠪ ᠳᠠᠭᠤ ᠦᠭᠡᠢ᠂ ᠰᠢᠳᠠᠷ ᠨᠣᠶᠠᠳ ᠴᠤ ᠳᠠᠭᠤ ᠦᠭᠡᠢ᠂ ᠦᠯᠢᠭᠡᠷ ᠢ ᠨᠢ ᠲᠠᠰᠤᠯᠤᠭᠰᠠᠨ ᠦᠭᠡᠢ᠃ ᠶᠠᠳᠠᠭᠤ ᠡᠷ᠎ᠡ᠄
-ᠦᠷᠭᠦᠯᠵᠢᠯᠡᠯ ᠢ ᠨᠢ ᠮᠠᠷᠭᠠᠰᠢ ᠴᠠᠢ ᠤᠤᠭᠤᠵᠤ ᠪᠣᠣᠪᠣ ᠢᠳᠡᠰᠦᠨ ᠦ ᠪᠡᠨ ᠳᠠᠷᠠᠭ᠎ᠠ ᠦᠳᠡ ᠡᠴᠡ ᠬᠣᠶᠢᠰᠢ ᠶᠠᠷᠢᠶ᠎ᠠ ᠭᠡᠵᠡᠢ᠃ ᠲᠡᠭᠡᠭᠡᠳ ᠣᠷᠣᠢ ᠶᠢᠨ ᠬᠣᠭᠣᠯᠠ ᠢᠳᠡᠬᠦ ᠪᠡᠷ ᠭᠠᠯ
ᠵᠤᠤᠬ᠎ᠠ ᠷᠤ ᠣᠷᠣᠵᠠᠢ᠃ ᠬᠣᠶᠢᠳ ᠣᠷᠣᠢ ᠨᠢ ᠶᠠᠳᠠᠭᠤ ᠡᠷ᠎ᠡ ᠦᠯᠢᠭᠡᠷ ᠢᠶᠡᠨ ᠦᠷᠭᠦᠯᠵᠢᠯᠡᠭᠦᠯᠪᠡ᠃
-ᠮᠠᠨ ᠤ ᠬᠠᠰᠢᠶᠠᠨ ᠳᠤ ᠨᠢᠭᠡ ᠳᠣᠯᠣᠭᠠᠨ ᠨᠠᠰᠤᠲᠠᠢ ᠪᠤᠬ᠎ᠠ ᠵᠣᠭᠰᠣᠵᠤ ᠪᠠᠶᠢᠳᠠᠭ ᠪᠠᠶᠢᠪᠠ᠃ ᠨᠢᠭᠡ ᠡᠪᠡᠷ ᠳᠡᠭᠡᠷ᠎ᠡ ᠨᠢ ᠨᠢᠭᠡ ᠮᠠᠯᠴᠢᠨ᠂ ᠨᠥᠭᠥᠭᠡᠬᠢ ᠳᠡᠭᠡᠷ᠎ᠡ ᠨᠢ ᠥᠭᠡᠷ᠎ᠡ ᠨᠢᠭᠡ
ᠮᠠᠯᠴᠢᠨ ᠰᠠᠭᠤᠭᠠᠳ ᠪᠦᠷᠢᠶ᠎ᠡ ᠦᠯᠢᠶᠡᠵᠦ᠂ ᠡᠪᠡᠷ ᠪᠦᠷᠢᠶ᠎ᠡ ᠲᠣᠭᠯᠠᠵᠤ᠂ ᠳᠠᠭᠤᠤ ᠳᠠᠭᠤᠯᠠᠳᠠᠭ ᠪᠠᠶᠢᠯ᠎ᠠ᠃
ᠬᠠᠷᠢᠨ ᠬᠣᠶᠠᠷ ᠪᠡᠶ᠎ᠡ ᠶᠢᠨ ᠢᠶᠡᠨ ᠴᠢᠷᠠᠢ ᠶᠢ ᠬᠠᠷᠠᠳᠠᠭ ᠦᠭᠡᠢ᠂ ᠳᠠᠭᠤᠤ ᠶᠢ ᠰᠣᠨᠣᠰᠳᠠᠭ ᠦᠭᠡᠢ ᠪᠠᠶᠢᠭᠰᠠᠨ ᠶᠤᠮ᠃ ᠡᠶᠢᠮᠦ ᠲᠣᠮᠣ ᠪᠤᠬ᠎ᠠ ᠮᠠᠨ ᠤ ᠳᠤ ᠪᠠᠶᠢᠭᠰᠠᠨ ᠶᠤᠮ ᠳ᠋ᠠ!
ᠬᠠᠭᠠᠨ ᠳᠤᠪ ᠳᠠᠭᠤ ᠦᠭᠡᠢ ᠯᠠ ᠰᠣᠨᠣᠰᠤᠨ᠎ᠠ᠂ ᠰᠢᠳᠠᠷ ᠨᠣᠶᠠᠳ ᠴᠤ ᠳᠤᠪ ᠳᠠᠭᠤ ᠦᠭᠡᠢ᠃ ᠶᠠᠳᠠᠭᠤ ᠡᠷ᠎ᠡ ᠪᠣᠰᠤᠨ᠄
-ᠵᠠ᠂ ᠣᠳᠣ ᠤᠨᠲᠠᠵᠤ ᠠᠮᠤᠷᠠᠵᠠᠭᠠᠶ᠎ᠠ᠂ ᠮᠠᠷᠭᠠᠰᠢ ᠦᠯᠢᠭᠡᠷ ᠢᠶᠡᠨ ᠳᠠᠭᠤᠰᠬᠠᠨ᠎ᠠ ᠭᠡᠪ᠃ ᠲᠡᠭᠡᠭᠡᠳ ᠬᠣᠭᠣᠯᠠ ᠢᠳᠡᠬᠦ ᠪᠡᠷ ᠭᠠᠯ ᠵᠤᠤᠬ᠎ᠠ ᠷᠤ ᠣᠷᠣᠵᠠᠢ᠃ ᠡᠨᠡ ᠬᠣᠶᠢᠭᠤᠷ
ᠬᠠᠭᠠᠨ᠄
-ᠰᠢᠳᠠᠷ ᠨᠣᠶᠠᠳ ᠮᠢᠨᠢ᠂ ᠣᠳᠣ ᠶᠠᠬᠤ ᠪᠤᠢ? ᠡᠨᠡ ᠦᠯᠢᠭᠡᠷ ᠢ ᠪᠢ ᠰᠣᠨᠣᠰᠤᠭ᠎ᠠ ᠦᠭᠡᠢ ᠶᠤᠮ ᠪᠠᠶᠢᠨ᠎ᠠ᠃ ᠭᠡᠬᠦ ᠳᠦ ᠪᠡᠨ ᠣᠬᠢᠨ᠎ᠠ ᠪᠠᠨ ᠡᠨᠡ ᠮᠠᠭᠤ ᠨᠣᠣᠷᠬᠠᠢ ᠡᠷ᠎ᠡ ᠲᠡᠢ
ᠰᠠᠭᠤᠯᠭᠠᠯᠲᠠᠢ ᠪᠢᠰᠢ ᠳ᠋ᠡ᠃ ᠬᠠᠭᠤᠷᠠᠬᠤ ᠠᠷᠭ᠎ᠠ ᠪᠣᠳᠠᠵᠠᠭᠠᠭᠠᠭᠠᠴᠢ ᠭᠡᠵᠡᠢ᠃
ᠲᠠᠶᠢᠵᠢ᠂ ᠰᠢᠳᠠᠷ ᠨᠣᠶᠠᠳ ᠪᠣᠳᠣᠵᠤ ᠪᠣᠳᠣᠵᠤ ᠢᠩᠭᠢᠵᠦ ᠰᠢᠢᠳᠴᠠᠢ᠃

-ᠡᠵᠡᠨ ᠬᠠᠭᠠᠨᠲᠠᠨ ᠮᠢᠨᠢ᠂ ᠲᠠ ᠡᠨᠡ ᠦᠯᠢᠭᠡᠷ ᠢ ᠮᠡᠳᠡᠨ᠎ᠡ ᠭᠡᠵᠦ ᠬᠡᠯᠡ᠃ ᠪᠢᠳᠡ ᠴᠤ ᠪᠠᠲᠤᠯᠠᠭᠠᠳ ᠥᠭᠭᠦᠨ᠎ᠡ᠃ ᠪᠦᠷᠢ ᠢᠲᠡᠭᠡᠭᠦᠯᠬᠦ ᠶᠢᠨ ᠲᠤᠯᠠᠳᠠ ᠪᠢᠴᠢᠭᠡᠳ ᠳᠣᠣᠷ᠎ᠠ ᠨᠢ
ᠪᠢᠳᠡ ᠭᠠᠷ ᠤᠨ ᠢᠶᠠᠨ ᠦᠰᠦᠭ ᠢ ᠵᠢᠷᠤᠵᠠᠭᠠᠶ᠎ᠠ ᠭᠡᠵᠡᠭᠡᠵᠦ᠂ ᠬᠠᠭᠠᠨ ᠴᠤ ᠵᠥᠪᠰᠢᠶᠡᠷᠡᠴᠢ ᠲᠣᠬᠢᠷᠠᠯᠴᠠᠵᠠᠢ᠃
ᠶᠠᠳᠠᠭᠤ ᠡᠷ᠎ᠡ ᠡᠨᠡ ᠬᠤᠤᠪᠢᠯᠳᠤᠭᠠᠨ ᠢ ᠮᠡᠳᠡᠭᠰᠡᠨ ᠪᠣᠯᠪᠠᠴᠤ ᠮᠡᠳᠡᠭᠡ ᠦᠭᠡᠢ ᠶᠤᠮ ᠰᠢᠭ ᠯᠠ ᠪᠠᠶᠢᠪᠠ᠃ ᠳᠠᠷᠠᠭ᠎ᠠ ᠡᠳᠦᠷ ᠨᠢ ᠶᠠᠳᠠᠭᠤ ᠡᠷ᠎ᠡ ᠦᠳᠡ ᠡᠴᠡ ᠬᠣᠶᠢᠰᠢ ᠶᠠᠭᠤ ᠴᠤ
ᠮᠡᠳᠡᠭᠡ ᠦᠭᠡᠢ ᠬᠦᠮᠦᠨ ᠦ ᠴᠢᠷᠠᠢ ᠭᠠᠷᠭᠠᠨ ᠣᠷᠣᠵᠤ ᠢᠷᠡᠭᠡᠳ ᠦᠯᠢᠭᠡᠷ ᠢᠶᠡᠨ ᠶᠠᠷᠢᠵᠤ ᠳᠠᠭᠤᠰᠬᠠᠵᠠᠢ᠃
-ᠮᠠᠨ ᠤ ᠳᠤ ᠭᠤᠷᠪᠠᠨ ᠡᠳᠦᠷ ᠦᠨ ᠳᠣᠲᠣᠷ᠎ᠠ ᠳᠡᠯᠡᠬᠡᠢ ᠶᠢ ᠲᠣᠭᠣᠷᠢᠳᠠᠭ ᠨᠢᠭᠡ ᠭᠡᠭᠦᠦ ᠪᠠᠶᠢᠭᠰᠠᠨ ᠶᠤᠮ..᠃ ᠲᠠᠶᠢᠵᠢ᠂ ᠰᠢᠳᠠᠷ ᠨᠣᠶᠠᠳ ᠬᠠᠭᠠᠨ ᠲᠠᠢ ᠨᠢᠳᠦ ᠢᠷᠮᠡᠯᠴᠡᠨ
ᠵᠤᠤᠮᠠᠯᠵᠠᠨ ᠰᠠᠭᠤᠵᠠᠭᠠᠨ᠎ᠠ᠃
-ᠠᠯᠲᠠ ᠮᠥᠩᠭᠥ ᠴᠤ ᠭᠡᠵᠦ ᠠᠮᠪᠠᠷ᠎ᠠ ᠠᠮᠪᠠᠷ᠎ᠠ ᠪᠠᠷ ᠳᠦᠭᠦᠷᠡᠩ ᠪᠠᠶᠢᠯ᠎ᠠ᠃ ᠲᠡᠷᠡ ᠦᠶ᠎ᠡ ᠳᠦ ᠬᠠᠭᠠᠨ ᠲᠠ ᠨᠢᠭᠡ ᠠᠪᠳᠠᠷ᠎ᠠ ᠠᠯᠲᠠ ᠠᠪᠤᠭᠠᠳ ᠣᠳᠣ ᠪᠣᠯᠲᠠᠯ᠎ᠠ ᠡᠷᠭᠢᠭᠦᠯᠵᠦ
ᠥᠭᠭᠦᠭᠡ ᠦᠭᠡᠢ ᠪᠢᠯᠡ..᠃ ᠶᠠᠭ ᠡᠨᠡ ᠬᠣᠷᠤᠮ ᠳᠤ ᠬᠠᠭᠠᠨ᠄
-ᠮᠡᠳᠡᠵᠦ ᠪᠠᠶᠢᠨ᠎ᠠ᠂ ᠡᠨᠡ ᠦᠯᠢᠭᠡᠷ ᠢ ᠮᠡᠳᠡᠨ᠎ᠡ ᠭᠡᠵᠦ ᠣᠷᠢᠯᠠᠵᠠᠢ᠃ ᠲᠠᠶᠢᠵᠢ ᠨᠣᠶᠠᠳ ᠴᠤ ᠳᠠᠭᠠᠯᠳᠤᠨ᠄
-ᠮᠡᠳᠡᠨ᠎ᠡ᠂ ᠮᠡᠳᠡᠨ᠎ᠡ᠃ ᠡᠨᠡ ᠦᠯᠢᠭᠡᠷ ᠢ ᠰᠣᠨᠣᠰᠤᠭᠰᠠᠨ ᠶᠤᠮ ᠪᠠᠶᠢᠨ᠎ᠠ᠃ ᠪᠢᠴᠢᠭ ᠪᠢᠴᠢᠵᠦ ᠭᠠᠷ ᠤᠨ ᠦᠰᠦᠭ ᠢᠶᠡᠨ ᠵᠢᠷᠤᠬᠤ ᠳᠤ ᠴᠤ ᠪᠡᠯᠡᠨ! ᠭᠡᠵᠡᠢ᠃
ᠲᠡᠭᠡᠭᠡᠳ ᠶᠠᠭᠠᠷᠠᠨ ᠪ ᠠᠴᠠᠵᠠᠭᠠᠵᠤ ᠭᠠᠷ ᠤᠨ ᠦᠰᠦᠭ ᠢᠶᠡᠨ ᠵᠢᠷᠤᠵᠠᠭᠠᠴᠠᠢ᠃ ᠶᠠᠳᠠᠭᠤ ᠡᠷ᠎ᠡ ᠪᠢᠴᠢᠭ ᠢ ᠠᠪᠤᠭᠠᠳ᠄
-ᠵᠠ ᠰᠣᠨᠣᠰᠤᠭᠰᠠᠨ᠂ ᠮᠡᠳᠡᠵᠦ ᠪᠠᠶᠢᠭ᠎ᠠ ᠶᠤᠮ ᠪᠣᠯ ᠡᠵᠡᠨᠲᠡᠨ ᠮᠢᠨᠢ᠂ ᠥᠷᠥᠭᠡ ᠲᠥᠯ ᠳ᠋ᠡ! ᠭᠡᠬᠦ ᠳᠦ ᠬᠠᠭᠠᠨ᠄
-ᠨᠥᠬᠥᠭᠡᠰᠦ ᠪᠣᠯᠤᠭᠰᠠᠨ ᠡᠷ᠎ᠡ ᠳᠦ ᠬᠠᠭᠤᠷᠲᠠᠯ᠎ᠠ ᠪᠠᠨ! ᠭᠡᠳᠡᠭ ᠢᠶᠡᠨ ᠰᠠᠶ᠋ᠢ ᠤᠬᠠᠭᠠᠷᠠᠵᠠᠢ᠃
ᠦᠵᠦᠭ ᠢᠶᠡᠷ ᠪᠢᠴᠢᠭᠰᠡᠨ ᠢ ᠰᠦᠬᠡ ᠪᠡᠷ ᠴᠠᠪᠴᠢᠯ ᠲᠠᠢ ᠪᠢᠰᠢ ᠳ᠋ᠡ᠂ ᠶᠠᠬᠤ ᠴᠤ ᠠᠷᠭ᠎ᠠ ᠦᠭᠡᠢ ᠪᠣᠯᠵᠤ᠂ ᠨᠢᠭᠡ ᠠᠪᠳᠠᠷ᠎ᠠ ᠠᠯᠲᠠ ᠶᠠᠳᠠᠭᠤ ᠡᠷ᠎ᠡ ᠳᠦ ᠥᠭᠴᠡᠢ᠃ ᠶᠠᠳᠠᠭᠤ ᠡᠷ᠎ᠡ
ᠮᠥᠩᠭᠥ ᠲᠡᠢ ᠪᠣᠯᠤᠭᠠᠳ ᠠᠮᠤᠷ ᠰᠠᠶᠢᠬᠠᠨ ᠠᠮᠢᠳᠤᠷᠠᠬᠤ ᠪᠣᠯᠵᠠᠢ᠃ ᠲᠡᠷᠡ ᠴᠤ ᠪᠠᠶᠢᠲᠤᠭᠠᠢ ᠣᠳᠣ ᠪᠣᠯᠲᠠᠯ᠎ᠠ ᠡᠰᠡᠨ ᠮᠡᠨᠳᠦ ᠡᠷᠡᠭᠦᠯ ᠰᠠᠷᠠᠭᠤᠯ ᠭᠡᠨ᠎ᠡ ᠯᠡ᠃ ᠬᠠᠶᠠ ᠬᠠᠶᠠᠬᠠᠨ
ᠬᠠᠭᠠᠨ ᠢ ᠱᠣᠭᠣᠯᠠᠵᠤ ᠢᠨᠢᠶᠡᠳᠡᠭ ᠭᠡᠨ᠎ᠡ ᠯᠡ᠃

You might also like